蒙古文網站Logo
ᠰᠢᠨᠬᠤᠸᠠ ᠮᠤᠩᠭ᠋ᠤᠯ ᠨᠧᠲ

ᠠᠨᠠᠷ ᠤᠨ ᠴᠡᠴᠡᠭ ᠤᠨ ᠠᠩᠬᠢᠯᠤᠮ᠎ᠠ ᠦᠨᠦᠷ ᠴᠡᠴᠡᠷᠯᠢᠭ᠌᠌ ᠳᠦᠭᠦᠷᠡᠩ ᠬᠠᠩᠬᠤᠯᠤᠨ᠎ᠠ -《ᠵᠢᠱᠢᠶᠡᠴᠢ ᠥᠪᠡᠷᠲᠡᠭᠡᠨ ᠵᠠᠰᠠᠬᠤ ᠣᠷᠣᠨ》ᠤ᠋ ᠦᠨᠳᠦᠰᠦᠲᠡᠨ ᠦ ᠪᠦᠯᠬᠦᠮᠳᠡᠯ ᠦᠨ《ᠨᠢᠭᠤᠴᠠ ᠨᠣᠮᠧᠷ》ᠢ᠋ ᠬᠠᠶᠢᠨ ᠰᠦᠪᠡᠭ᠍ᠴᠢᠯᠡᠪᠡ

2019-09-23 15:00

    ᠠᠨᠠᠷ ᠤᠨ ᠴᠡᠴᠡᠭ ᠤᠨ ᠠᠩᠬᠢᠯᠤᠮ᠎ᠠ ᠦᠨᠦᠷ ᠴᠡᠴᠡᠷᠯᠢᠭ᠌᠌ ᠳᠦᠭᠦᠷᠡᠩ ᠬᠠᠩᠬᠤᠯᠤᠨ᠎ᠠ -ᠵᠢᠱᠢᠶᠡᠴᠢ ᠥᠪᠡᠷᠲᠡᠭᠡᠨ ᠵᠠᠰᠠᠬᠤ ᠣᠷᠣᠨᠤ᠋ ᠦᠨᠳᠦᠰᠦᠲᠡᠨ ᠦ ᠪᠦᠯᠬᠦᠮᠳᠡᠯ ᠦᠨᠨᠢᠭᠤᠴᠠ ᠨᠣᠮᠧᠷᠢ᠋ ᠬᠠᠶᠢᠨ ᠰᠦᠪᠡᠭ᠍ᠴᠢᠯᠡᠪᠡ

    ᠰᠢᠨᠬᠤᠸᠠ ᠬᠣᠷᠢᠶᠠᠨ ᠤ ᠰᠤᠷᠪᠤᠯᠵᠢᠯᠠᠭᠴᠢ ᠢᠦᠶ ᠴᠠᠩ ᠬᠣᠩ᠂ ᠴᠠᠢ ᠬᠠᠢ ᠯᠢᠶᠠᠩ ᠂ ᠤᠷᠢᠬᠠᠨ

    ᠥᠪᠥᠷ ᠮᠣᠩᠭᠣᠯ ᠤᠨ ᠶᠢᠰᠦᠨ ᠰᠠᠷ᠎ᠠ ᠪᠣᠯ ᠬᠤᠷᠢᠶᠠᠯᠲᠠ ᠶᠢᠨ ᠤᠯᠠᠷᠢᠯ ᠪᠣᠯᠬᠤ ᠪᠠᠷ ᠪᠠᠷᠠᠬᠤ ᠦᠭᠡᠢ ᠪᠠᠰᠠ ᠴᠤ ᠦᠨᠳᠦᠰᠦᠲᠡᠨ ᠦ ᠪᠦᠯᠬᠦᠮᠳᠡᠯ ᠳᠠᠪᠰᠢᠯᠲᠠ ᠶᠢᠨ ᠰᠠᠷ᠎ᠠ ᠪᠣᠯᠤᠨ᠎ᠠ᠃ ᠮᠠᠨ ᠤ ᠤᠯᠤᠰ ᠤᠨ ᠬᠠᠮᠤᠭ ᠤᠨ ᠡᠷᠲᠡ ᠪᠠᠢᠭᠤᠯᠤᠭᠳᠠᠭᠰᠠᠨ ᠴᠥᠭᠡᠨ ᠲᠣᠭᠠᠲᠤ ᠦᠨᠳᠦᠰᠦᠲᠡᠨ ᠦ ᠥᠪᠡᠷᠲᠡᠭᠡᠨ ᠵᠠᠰᠠᠬᠤ ᠣᠷᠣᠨ ᠪᠣᠯᠤᠭᠰᠠᠨ ᠤ ᠬᠤᠪᠢ ᠳ᠌ᠤ᠂ 70 ᠭᠠᠷᠤᠶ ᠵᠢᠯ ᠦᠨ ᠲᠤᠷᠰᠢ᠂ ᠨᠠᠮ ᠤᠨ ᠦᠨᠳᠦᠰᠦᠲᠡᠨ ᠦ ᠲᠥᠷᠦ ᠶᠢᠨ ᠪᠣᠳᠣᠯᠭ᠎ᠠ ᠶᠢᠨ ᠲᠤᠶᠠᠭᠠᠯᠠᠯ ᠲᠤᠤᠷ᠎ᠠ᠂ᠵᠢᠱᠢᠶᠡᠴᠢ ᠥᠪᠡᠷᠲᠡᠭᠡᠨ ᠵᠠᠰᠠᠬᠤ ᠣᠷᠣᠨᠬᠡᠮᠡᠭᠳᠡᠭᠰᠡᠨ ᠥᠪᠥᠷ ᠮᠣᠩᠭᠣᠯ ᠳ᠌ᠤ ᠡᠯ᠎ᠡ ᠦᠨᠳᠦᠰᠦᠲᠡᠨ  ᠡᠶ᠎ᠡ ᠨᠠᠶᠢᠷᠲᠠᠶ ᠪᠠᠷ ᠬᠠᠮᠲᠤ ᠣᠷᠣᠰᠢᠨ᠂ ᠰᠡᠳᠬᠢᠯ ᠨᠢᠭᠡᠳᠦᠨ ᠬᠦᠴᠦ ᠪᠡᠨ ᠬᠠᠮᠲᠤᠳᠬᠠᠨ ᠡᠶ᠎ᠡ ᠵᠣᠬᠢᠴᠠᠩᠭ᠋ᠤᠶ ᠪᠠᠷ ᠬᠥᠭ᠍ᠵᠢᠬᠦ ᠰᠠᠶᠢᠨ ᠰᠠᠢᠬᠠᠨ ᠪᠠᠶᠢᠳᠠᠯ ᠢ ᠢᠮᠠᠭᠲᠠ ᠪᠠᠲᠤᠯᠠᠵᠤ᠂ ᠡᠷᠬᠡ ᠲᠡᠭᠰᠢ᠂ ᠪᠦᠯᠬᠦᠮᠳᠡᠯ ᠲᠡᠶ ᠂ ᠬᠠᠷᠢᠯᠴᠠᠨ ᠬᠠᠪᠰᠤᠷᠤᠯᠴᠠᠭᠰᠠᠨ᠂ ᠡᠶ᠎ᠡ ᠵᠣᠬᠢᠴᠠᠩ᠌ᠭᠤᠶ ᠦᠨᠳᠦᠰᠦᠲᠡᠨ ᠦ ᠬᠠᠷᠢᠴᠠᠭ᠎ᠠ ᠡᠳᠦᠷ ᠢᠷᠡᠬᠦᠶ᠎ᠡ ᠪᠡᠬᠢᠵᠢᠪᠡ ᠃

    ᠰᠣᠶᠣᠯ ᠤᠨ ᠬᠠᠮᠲᠤ ᠶᠢᠨ ᠲᠠᠨᠢᠯᠲᠠ ᠨᠢ ᠦᠨᠳᠦᠰᠦᠲᠡᠨ ᠦ ᠪᠦᠯᠬᠦᠮᠳᠡᠯ ᠦᠨ ᠪᠠᠲᠤ ᠪᠡᠬᠢ ᠰᠠᠭᠤᠷᠢ ᠶᠢ ᠪᠤᠢ ᠪᠣᠯᠭᠠᠪᠠ

    ᠲᠠᠯ᠎ᠠ ᠨᠤᠲᠤᠭ ᠤᠨ ᠬᠣᠲᠠ ᠰᠢᠯᠢᠩᠬᠣᠲᠠ ᠳ᠌ᠤ᠂ ᠬᠥᠮᠥᠨ ᠪᠤᠯᠭᠠᠨ ᠥᠷᠯᠥᠭᠡ ᠳᠡᠬᠡᠨ ᠬᠡᠳᠦᠨ ᠠᠶᠠᠭ᠎ᠠ ᠬᠠᠯᠠᠭᠤᠨ ᠰᠦ᠋ ᠲᠡᠶ ᠴᠠᠢ  ᠤᠤᠭᠤᠳᠠᠭ ᠂ 35 ᠨᠠᠰᠤᠲᠠᠶ ᠬᠢᠲᠠᠳ ᠦᠨᠳᠦᠰᠦᠲᠡᠨ ᠯᠢ ᠰᠢᠶᠠᠩ ᠴᠤ ᠠᠳᠠᠯᠢ᠃ ᠬᠤᠪᠧᠶ ᠮᠤᠵᠢ ᠶᠢᠨ ᠦᠢᠯᠡᠳᠪᠦᠷᠢᠯᠡᠭᠰᠠᠨ ᠬᠡᠪ ᠦᠨ ᠴᠠᠢ ᠶᠢ ᠴᠢᠨᠠᠭᠠᠳ᠂ ᠥᠪᠥᠷ ᠮᠣᠩᠭᠣᠯ ᠤᠨ ᠬᠥᠳᠡᠭᠡ ᠶᠢᠨ ᠰᠦ᠋ ᠪᠡᠷ ᠨᠠᠶᠢᠷᠠᠭᠤᠯᠤᠭᠠᠳ᠂ ᠮᠣᠩᠭᠣᠯ ᠦᠨᠳᠦᠰᠦᠲᠡᠨ ᠦ ᠴᠠᠭᠠᠨ ᠢᠳᠡᠭᠡ᠂ ᠮᠢᠬ᠎ᠠ ᠪᠣᠯᠣᠨ ᠬᠢᠲᠠᠳ ᠦᠨᠳᠦᠰᠦᠲᠡᠨ ᠦ ᠤᠯᠠᠮᠵᠢᠯᠠᠯᠲᠤ ᠭᠤᠯᠢᠷ ᠢᠶᠠᠷ ᠬᠢᠭ᠍ᠰᠡᠨ ᠬᠣᠭᠣᠯᠠ ᠁ ᠡᠨᠡ ᠨᠢ ᠬᠢᠲᠠᠳ ᠦᠨᠳᠦᠰᠦᠲᠡᠨ ᠦ ᠭᠡᠷ ᠪᠦᠯᠢ ᠶᠢᠨ ᠥᠷᠯᠥᠭᠡ ᠪᠤᠯᠭᠠᠨ ᠤ ᠬᠣᠭᠣᠯᠠ᠂ ᠮᠥᠨ ᠴᠦ ᠡᠨᠡ ᠬᠦ ᠣᠯᠠᠨ ᠦᠨᠳᠦᠰᠦᠲᠡᠨ ᠬᠣᠯᠢᠯᠳᠤᠨ ᠰᠠᠭᠤᠷᠢᠰᠢᠬᠰᠠᠨ ᠬᠣᠲᠠ ᠶᠢᠨ ᠮᠠᠰᠢ ᠣᠯᠠᠨ ᠭᠡᠷ ᠪᠦᠯᠢ ᠶᠢᠨ ᠥᠷᠯᠥᠭᠡ ᠶᠢᠨ ᠬᠣᠭᠣᠯᠠ ᠪᠣᠯᠤᠨ᠎ᠠ᠃ᠥᠷᠯᠥᠭᠡ ᠶᠢᠨ ᠴᠠᠢ ᠪᠠᠨ ᠤᠤᠭᠤᠭᠰᠠᠨ ᠤᠤᠭᠡᠳᠡᠭ ᠪᠣᠯ ᠡᠨᠳᠡᠬᠢ ᠬᠥᠮᠦᠰ ᠦᠨ ᠥᠷᠯᠥᠭᠡ ᠠᠭᠤᠯᠵᠠᠭᠰᠠᠨ ᠤ ᠳᠠᠷᠠᠭᠠᠬᠢ ᠪᠠᠷᠢᠮᠵᠢᠶ᠎ᠠ ᠮᠡᠨᠳᠦᠴᠢᠯᠡᠭᠡ ᠶᠢᠨ ᠦᠭᠡ ᠪᠣᠯᠵᠠᠢ᠃ ᠬᠢᠲᠠᠳ ᠴᠠᠢ ᠶᠢᠨ ᠰᠣᠶᠣᠯ ᠪᠠ ᠮᠣᠩᠭᠣᠯ ᠦᠨᠳᠦᠰᠦᠲᠡᠨ ᠦ ᠨᠡᠭᠦᠳᠡᠯ ᠮᠠᠯᠵᠢᠯ ᠤᠨ ᠰᠣᠶᠣᠯ ᠤᠨ ᠠᠭᠤᠰᠤᠯᠳᠤᠨ ᠡᠭᠦᠰᠦᠭᠰᠡᠨ ᠰᠦ᠋ ᠲᠡᠶ ᠴᠠᠢ ᠨᠢ ᠤᠳᠤ ᠨᠢᠭᠡᠨᠲᠡ ᠥᠪᠥᠷ ᠮᠣᠩᠭᠣᠯ ᠤᠨ ᠮᠠᠰᠢ ᠣᠯᠠᠨ ᠭᠠᠵᠠᠷ ᠣᠷᠣᠨ ᠤ ᠬᠥᠮᠦᠰ ᠦᠨ ᠬᠠᠮᠲᠤ ᠶᠢᠨ ᠠᠮᠢᠳᠤᠷᠠᠯ ᠤᠨ ᠳᠠᠳᠬᠠᠯ ᠪᠣᠯᠵᠠᠶ ᠃

    ᠥᠪᠥᠷ ᠮᠣᠩᠭᠣᠯ ᠳᠤᠮᠳᠠᠳᠤ ᠶᠢᠨ ᠦᠨᠳᠦᠰᠦᠲᠡᠨ ᠦ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠡᠬᠢ ᠪᠣᠶ ᠪᠣᠯᠭᠠᠬᠤ ᠪᠠᠷ ᠭᠤᠤᠯ ᠰᠢᠵᠢᠮ ᠪᠣᠯᠭᠠᠵᠤ ᠂ ᠦᠨᠳᠦᠰᠦᠲᠡᠨ ᠨᠦᠭᠦᠳ ᠦᠨ ᠶᠠᠪᠤᠯᠴᠠᠭ᠎ᠠ᠂ ᠰᠣᠯᠢᠯᠴᠠᠭ᠎ᠠ᠂ ᠠᠭᠤᠰᠤᠯᠴᠠᠯ ᠢ ᠴᠢᠩᠭ᠋ᠠᠳᠬᠠᠵᠤ᠂ ᠡᠦᠨᠳᠦᠰᠦᠲᠡᠨ ᠨᠦᠭᠦᠳ ᠢ ᠬᠥᠲᠥᠯᠥᠨ ᠵᠢᠯᠣᠭᠣᠳᠴᠤ᠂ ᠲᠡᠳᠡᠨ ᠦ ᠠᠭᠤᠤ ᠶᠡᠬᠡ ᠡᠬᠡ ᠤᠯᠤᠰ᠂ ᠳᠤᠮᠳᠠᠳᠤ ᠶᠢᠨ ᠦᠨᠳᠦᠰᠦᠲᠡᠨ᠂ ᠳᠤᠮᠳᠠᠳᠤ ᠶᠢᠨ ᠰᠣᠶᠣᠯ ᠂ ᠳᠤᠮᠳᠠᠳᠤ ᠤᠯᠤᠰ  ᠤᠨ ᠡᠪ ᠬᠠᠮᠲᠤ ᠨᠠᠮ ᠂ ᠳᠤᠮᠳᠠᠳᠤ ᠤᠯᠤᠰ ᠤᠨ ᠣᠨᠴᠠᠯᠢᠭ ᠲᠠᠶ ᠨᠡᠶᠢᠭᠡᠮ ᠵᠢᠷᠤᠮ ᠤᠨ ᠲᠤᠬᠠᠶ ᠮᠡᠳᠡᠷᠡᠮᠵᠢ ᠶᠢ ᠨᠢ ᠨᠡᠮᠡᠭᠳᠡᠭᠦᠯᠦᠨ᠎ᠡᠭᠡᠵᠦ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠦᠨᠳᠦᠰᠦᠲᠡᠨ ᠦ ᠬᠡᠷᠡᠭ ᠡᠷᠬᠢᠯᠡᠬᠦ ᠵᠥᠪᠯᠡᠯ ᠦᠨ ᠡᠷᠬᠢᠯᠡᠭᠴᠢ ᠴᠢ ᠶᠢᠨ ᠢᠦᠶ ᠬᠡᠯᠡᠪᠡ ᠃

    ᠣᠯᠠᠨ ᠤᠯᠤᠰ  ᠤᠨ ᠳᠠᠭᠤᠤ ᠬᠥᠭ᠍ᠵᠢᠮ ᠦᠨ ᠨᠠᠢᠢᠷ ᠤᠨ ᠲᠠᠢᠢᠰᠠᠨ ᠳᠡᠭᠡᠷ᠎ᠡ ᠂ ᠡᠸᠡᠩᠬᠢ ᠦᠨᠳᠦᠰᠦᠲᠡᠨ ᠦ ᠳᠠᠭᠤᠴᠢᠨ ᠴᠡᠴᠡᠭᠮ᠎ᠠ ᠶᠢᠨ ᠳᠠᠭᠤᠤ ᠨᠢ ᠮᠣᠩᠭᠣᠯ ᠦᠨᠳᠦᠰᠦᠲᠡᠨ ᠦ ᠬᠥᠭ᠍ᠵᠢᠮᠴᠢᠨ ᠨᠠᠷᠠᠰᠤ ᠵᠢᠨ ᠮᠣᠷᠢᠨ ᠬᠤᠭᠤᠷ ᠤᠨ ᠬᠥᠭ᠌ ᠠᠶᠠᠰ ᠲᠠᠶ ᠭᠣᠢᠢᠲᠠ ᠰᠠᠢᠢᠬᠠᠨ ᠨᠡᠢᠢᠯᠡᠵᠦ᠂ ᠲᠠᠢᠢᠰᠠᠨ ᠲᠤᠤᠷᠠᠬᠢ ᠭᠠᠳᠠᠭᠠᠳᠤ ᠶᠢᠨ ᠰᠣᠨᠣᠰᠤᠭᠴᠢᠳ ᠲᠤ ᠳᠤᠮᠳᠠᠳᠤ ᠤᠯᠤᠰ  ᠤᠨ ᠲᠠᠭᠤᠤ ᠬᠥᠭ᠍ᠵᠢᠮ ᠦᠨ ᠷᠢᠳᠢ ᠰᠢᠳᠢ ᠶᠢ ᠲᠠᠨᠢᠭᠤᠯᠤᠭᠰᠠᠨ ᠪᠠᠶᠢᠨ᠎ᠠ᠃ ᠠᠨᠳᠠ  ᠬᠠᠮᠲᠤᠯᠢᠭ ᠂ ᠡᠨᠡ ᠬᠦ ᠡᠸᠡᠩᠬᠢ ᠦᠨᠳᠦᠰᠦᠲᠡᠨ᠂ ᠮᠣᠩᠭᠣᠯ ᠦᠨᠳᠦᠰᠦᠲᠡᠨ ᠦ ᠤᠷᠠᠯᠢᠭᠴᠢᠨ ᠢᠶᠠᠷ ᠪᠦᠷᠢᠯᠳᠦᠭᠰᠡᠨ ᠢᠵᠠᠭᠤᠷ ᠲᠠᠭᠤᠤ ᠬᠥᠭ᠍ᠵᠢᠮ ᠦᠨ ᠬᠠᠮᠲᠤᠯᠢᠭ ᠨᠢ ᠥᠪᠥᠷ ᠮᠣᠩᠭᠣᠯ ᠤᠨ ᠣᠯᠠᠨ ᠦᠨᠳᠦᠰᠦᠲᠡᠨ ᠦ ᠡᠷᠲᠡᠨ ᠦ ᠠᠷᠠᠳ ᠤᠨ ᠲᠠᠭᠤᠤ ᠶᠢ ᠳᠠᠭᠤᠯᠠᠵᠤ᠂ ᠳᠡᠯᠡᠬᠡᠶ ᠶᠢᠨ 30 ᠭᠠᠷᠤᠶ ᠤᠯᠤᠰ ᠲᠤ ᠬᠦᠷᠴᠦ᠂ ᠲᠠᠭᠤᠤ ᠬᠥᠭ᠍ᠵᠢᠮ ᠦᠨ ᠡᠲᠡᠭᠡᠳ ᠦᠨ ᠬᠢᠨ ᠳ᠋ᠤ ᠳᠤᠮᠳᠠᠳᠤ ᠤᠯᠤᠰ  ᠤᠨ ᠦᠨᠳᠦᠰᠦᠲᠡᠨ ᠦ ᠲᠠᠭᠤᠤ ᠬᠥᠭ᠍ᠵᠢᠮ ᠦᠨ ᠳᠡᠯᠡᠬᠡᠢ ᠳ᠋ᠤ ᠬᠠᠨᠳᠤᠭᠰᠠᠨ ᠠᠮᠵᠢᠯᠲᠠᠲᠠᠶ ᠵᠢᠱᠢᠶ᠎ᠡ ᠭᠡᠵᠦ ᠮᠡᠳᠡᠷᠡᠭᠳᠡᠭᠰᠡᠨ ᠪᠠᠶᠢᠨ᠎ᠠ ᠃

    ᠣᠯᠠᠨ ᠦᠨᠳᠦᠰᠦᠲᠡᠨ ᠦ ᠰᠣᠶᠣᠯ ᠤᠨ ᠡᠶ᠎ᠡ ᠵᠣᠬᠢᠴᠠᠩᠭ᠋ᠤᠶ ᠨᠢ ᠥᠪᠥᠷ ᠮᠣᠩᠭᠣᠯ ᠤᠨ ᠯᠠᠪᠳᠠᠭᠤᠨ ᠪᠠᠲᠤᠲᠠᠶ ᠠᠬᠢᠭᠤᠯᠤᠭᠰᠠᠨ ᠦᠨᠳᠦᠰᠦᠲᠡᠨ ᠦ ᠪᠦᠯᠬᠦᠮᠳᠡᠯ ᠦᠨ ᠰᠤᠷᠭᠠᠨ ᠬᠥᠮᠦᠵᠢᠯ  ᠠᠴᠠ ᠪᠣᠯᠵᠤ᠂ ᠦᠨᠳᠦᠰᠦᠲᠡᠨ ᠦ ᠪᠦᠯᠬᠦᠮᠳᠡᠯ ᠦᠨ ᠦᠷ᠎ᠡ ᠶᠢ ᠡᠦᠨᠳᠦᠰᠦᠲᠡᠨ ᠨᠦᠭᠦᠳ ᠦᠨ ᠣᠯᠠᠨ ᠲᠦᠮᠡᠨ ᠦ ᠰᠡᠳᠬᠢᠯ ᠳ᠋ᠤ ᠭᠦᠨ ᠬᠠᠳᠠᠩᠰᠢᠭᠤᠯᠵᠠᠶ᠃ ᠥᠪᠥᠷ ᠮᠣᠩᠭᠣᠯ ᠤᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠨᠢᠭᠡᠳᠦᠭᠡᠷ ᠬᠢᠴᠢᠶᠡᠯ ᠨᠢ ᠴᠥᠮ ᠦᠨᠳᠦᠰᠦᠲᠡᠨ ᠦ ᠪᠦᠯᠬᠦᠮᠳᠡᠯ ᠦᠨ ᠬᠥᠮᠦᠵᠢᠯ ᠦᠨ ᠠᠭᠤᠯᠭ᠎ᠠ ᠲᠠᠶ ᠪᠠᠶᠢᠵᠤ᠂ ᠪᠣᠶ ᠪᠦᠬᠦᠢ ᠶᠡᠬᠡ ᠳᠡᠭᠡᠳᠦ ᠰᠤᠷᠭᠠᠭᠤᠯᠢ ᠶᠢᠨ ᠨᠢᠭᠡᠳᠦᠭᠡᠷ ᠣᠨ ᠤ ᠣᠯᠠᠨ ᠨᠡᠢᠢᠲᠡ ᠶᠢᠨ ᠬᠢᠴᠢᠶᠡᠯ ᠳ᠋ᠤᠦᠨᠳᠦᠰᠦᠲᠡᠨ ᠦ ᠣᠨᠣᠯᠭᠡᠰᠡᠨ ᠬᠢᠴᠢᠶᠡᠯ ᠢ ᠨᠡᠭᠡᠭᠡᠵᠦ᠂ ᠵᠢᠯ ᠪᠦᠷᠢ ᠶᠢᠨ ᠶᠢᠰᠦᠨ ᠰᠠᠷ᠎ᠠ ᠶᠢᠨ ᠦᠨᠳᠦᠰᠦᠲᠡᠨ ᠦ ᠪᠦᠯᠬᠦᠮᠳᠡᠯ ᠳᠠᠪᠰᠢᠯᠲᠠ ᠶᠢᠨ ᠠᠵᠢᠯᠯᠠᠭ᠎ᠠ ᠶᠢᠨ ᠰᠠᠷ᠎ᠠ ᠶᠢᠨ ᠬᠥᠳᠡᠯᠭᠡᠭᠡᠨ ᠢ 36 ᠵᠢᠯ ᠳᠠᠷᠠᠭᠠᠯᠠᠨ ᠡᠷᠬᠢᠯᠡᠵᠡᠢ ᠃ ᠲᠥᠪ ᠦᠨ ᠦᠨᠳᠦᠰᠦᠲᠡᠨ ᠦ ᠶᠡᠬᠡ ᠰᠤᠷᠭᠠᠭᠤᠯᠢ ᠶᠢᠨ ᠫᠷᠣᠹᠧᠰᠰᠣᠷ ᠵᠢᠨ ᠪᠢᠩ ᠬᠤᠤ ᠄ᠥᠪᠥᠷ ᠮᠣᠩᠭᠣᠯ ᠪᠣᠯ ᠪᠦᠬᠦ ᠤᠯᠤᠰ ᠲᠤ ᠬᠠᠮᠤᠭ ᠤᠨ ᠡᠷᠲᠡ ᠦᠨᠳᠦᠰᠦᠲᠡᠨ ᠦ ᠣᠨᠣᠯ ᠲᠥᠷᠦ ᠶᠢᠨ ᠪᠣᠳᠣᠯᠭ᠎ᠠ  ᠶᠢ ᠲᠥᠭᠡᠮᠡᠯᠵᠢᠭᠦᠯᠦᠨ ᠰᠤᠷᠭᠠᠭᠰᠠᠨ ᠭᠠᠵᠠᠷ ᠪᠣᠯᠤᠨ᠎ᠠ᠂ ᠡᠨᠡ ᠨᠢ ᠡᠯ᠎ᠡ ᠦᠨᠳᠦᠰᠦᠲᠡᠨ  ᠤ ᠬᠣᠭᠣᠷᠣᠨᠳᠣᠬᠢ ᠬᠠᠷᠢᠯᠴᠠᠨ ᠬᠦᠨᠳᠦᠳᠬᠡᠬᠦ᠂ ᠡᠷᠬᠡ ᠲᠡᠭᠰᠢ ᠪᠡᠷ ᠬᠠᠨᠳᠤᠬᠤ ᠳ᠋ᠤ ᠴᠢᠬᠤᠯᠠ ᠪᠥᠭᠡᠳ ᠤᠷᠲᠤ ᠬᠤᠭᠤᠴᠠᠭᠠᠨ ᠤ ᠪᠦᠲᠦᠮᠵᠢᠲᠡᠶ ᠦᠢᠯᠡᠳᠦᠯ ᠦᠵᠡᠭᠦᠯᠵᠦ ᠪᠠᠶᠢᠨ᠎ᠠᠭᠡᠵᠦ ᠬᠡᠯᠡᠵᠡᠢ᠃

    ᠬᠠᠮᠲᠤ ᠶᠢᠨ ᠬᠥᠭ᠍ᠵᠢᠯᠲᠡ ᠨᠢ ᠦᠨᠳᠦᠰᠦᠲᠡᠨ ᠦ ᠪᠦᠯᠬᠦᠮᠳᠡᠯ ᠦᠨ ᠴᠡᠴᠡᠭ ᠢ ᠪᠠᠳᠠᠷᠠᠨ ᠳᠡᠯᠭᠡᠷᠡᠭᠦᠯᠪᠡ

    ᠨᠠᠭᠤᠷ ᠠᠮᠤᠭᠤᠯᠠᠩ ᠪᠤᠯ ᠨᠤᠭᠤᠰᠤ ᠠᠮᠤᠭᠠᠯᠩ᠂ ᠡᠨᠡ ᠬᠦ ᠮᠣᠩᠭᠣᠯ ᠦᠨᠳᠦᠰᠦᠲᠡᠨ ᠦ ᠵᠦᠢᠷ ᠰᠡᠴᠡᠨ ᠦᠭᠡ ᠶᠢ ᠥᠪᠥᠷ ᠮᠣᠩᠭᠣᠯ ᠳᠤ ᠠᠮᠢᠳᠤᠷᠠᠵᠤ ᠪᠠᠶᠢᠭ᠎ᠠ ᠬᠥᠮᠦᠰ ᠰᠠᠶᠢᠨ ᠮᠡᠳᠡᠳᠡᠭ᠃ ᠲᠦᠪᠰᠢᠷᠡᠨ ᠪᠦᠯᠬᠦᠮᠳᠡᠭᠰᠡᠨ ᠦᠩ ᠰᠢᠮᠡᠯᠢᠭ ᠬᠥᠷᠥᠰᠥ ᠰᠢᠷᠣᠶ ᠳᠡᠭᠡᠷ᠎ᠡ ᠦᠨᠳᠦᠰᠦᠲᠡᠨ ᠦ ᠪᠦᠯᠬᠦᠮᠳᠡᠯ ᠦᠨ ᠴᠡᠴᠡᠭ ᠪᠠᠳᠠᠷᠠᠨ ᠳᠡᠯᠭᠡᠷᠡᠵᠦ᠂ ᠦᠨᠳᠦᠰᠦᠲᠡᠨ ᠨᠢᠭᠡᠪᠦᠷᠢ ᠴᠥᠮ ᠰᠢᠵᠢᠷ ᠠᠯᠲᠠᠨ ᠬᠥᠭ᠍ᠵᠢᠯᠲᠡ ᠶᠢᠨ ᠦᠶ᠎ᠡ ᠪᠡᠨ ᠤᠭᠲᠤᠨ ᠠᠪᠴᠢᠷᠠᠪᠠ ᠃

    ᠬᠠᠮᠤᠭ ᠤᠨ ᠰᠠᠶᠢᠨ ᠦᠨᠳᠦᠰᠦᠲᠡᠨ ᠦ ᠪᠦᠯᠬᠦᠮᠳᠡᠯ ᠪᠣᠯ ᠳᠠᠷᠤᠶ ᠬᠠᠮᠲᠤ ᠪᠠᠷ ᠬᠥᠭ᠍ᠵᠢᠬᠦ ᠶᠠᠪᠤᠳᠠᠯ ᠪᠣᠯᠤᠨ᠎ᠠ ᠃ ᠣᠯᠠᠨ ᠵᠢᠯ ᠦᠨ ᠲᠤᠷᠰᠢ ᠂ ᠥᠪᠥᠷ ᠮᠣᠩᠭᠣᠯ ᠭᠤᠤᠯ ᠣᠶᠤᠨ ᠴᠢᠳᠠᠯ ᠢᠶᠠᠨ ᠢᠮᠠᠭᠲᠠ ᠬᠥᠭ᠍ᠵᠢᠯᠲᠡ ᠳ᠋ᠤ ᠲᠥᠪᠯᠡᠷᠡᠭᠦᠯᠦᠭᠰᠡᠭᠡᠷ ᠢᠷᠡᠭᠰᠡᠨ ᠪᠥᠭᠡᠳ ᠬᠥᠭ᠍ᠵᠢᠯᠲᠡ ᠶᠢᠨ ᠦᠷ᠎ᠡ ᠪᠦᠲᠦᠭᠡᠯ  ᠨᠢ ᠡᠯ᠎ᠡ ᠦᠨᠳᠦᠰᠦᠲᠡᠨ  ᠤ ᠠᠷᠠᠳ ᠲᠦᠮᠡᠨ ᠳ᠋ᠤ ᠠᠴᠢ ᠲᠤᠰᠠ ᠠᠪᠴᠢᠷᠠᠵᠠᠢ᠃ 70 ᠵᠢᠯ ᠦᠨ ᠲᠤᠷᠰᠢ ᠂ ᠥᠪᠥᠷ ᠮᠣᠩᠭᠣᠯ ᠤᠨ ᠠᠵᠤ ᠠᠬᠤᠢ ᠶᠢᠨ ᠶᠡᠷᠦᠩᠬᠡᠶ ᠬᠡᠮᠵᠢᠶ᠎ᠡ 1949 ᠣᠨ ᠳᠤ 7 ᠳ᠋ᠦᠩᠰᠢᠭᠤᠷ ᠲᠥᠭᠥᠷᠢᠭ᠌᠌ ᠪᠠᠶᠢᠭᠰᠠᠨ ᠠᠴᠠ ᠪᠠᠨ 2018 ᠣᠨ ᠳᠤ 1.7 ᠲᠦᠮᠡᠨ ᠳ᠋ᠦᠩᠰᠢᠭᠤᠷ ᠲᠥᠭᠥᠷᠢᠭ᠌ ᠪᠣᠯᠵᠤ ᠂ 595 ᠳᠠᠬᠢᠨ ᠨᠡᠮᠡᠭᠳᠡᠪᠡ; ᠬᠥᠮᠦᠨ ᠳᠤᠮᠳᠠᠴᠢ ᠶᠢᠨ GDP ᠨᠢ 1949 ᠣᠨ ᠠᠴᠠ ᠡᠮᠦᠨ᠎ᠡ 120 ᠲᠥᠭᠥᠷᠢᠭ᠌ ᠪᠠᠶᠢᠭᠰᠠᠨ ᠠᠴᠠ 6.8 ᠲᠦᠮᠡᠨ ᠲᠥᠭᠥᠷᠢᠭ᠌ ᠪᠣᠯᠵᠤ᠂ ᠬᠥᠮᠦᠨ ᠳᠤᠮᠳᠠᠴᠢ ᠶᠢᠨ GDP ᠨᠢ 1 ᠲᠦᠮᠡᠨ ᠳ᠋ᠣᠯᠯᠠᠷ ᠢ ᠳᠠᠪᠠᠪᠠ; ᠥᠪᠥᠷ ᠮᠣᠩᠭᠣᠯ ᠤᠨ ᠶᠠᠳᠠᠭᠤ ᠬᠦᠴᠢᠷᠳᠡᠯᠲᠡᠶ ᠬᠥᠮᠦᠨ ᠠᠮᠠ ᠨᠢᠭᠡᠨᠲᠡ 15.24 ᠲᠦᠮᠡ ᠪᠣᠯᠤᠨ ᠪᠠᠭᠠᠰᠴᠤ᠂ ᠶᠠᠳᠠᠭᠤ ᠬᠦᠴᠢᠷᠳᠡᠯᠲᠡᠶ ᠬᠥᠮᠦᠨ ᠠᠮᠠ ᠶᠢᠨ ᠨᠤᠷᠮ᠎ᠠ ᠨᠢ 1.06 % ᠪᠣᠯᠤᠨ ᠪᠠᠭᠤᠷᠠᠪᠠ ᠁

    ᠬᠥᠭ᠍ᠵᠢᠯᠲᠡ ᠶᠢᠨ ᠦᠷ᠎ᠡ ᠠᠰᠢᠭ ᠨᠢ ᠡᠯ᠎ᠡ ᠦᠨᠳᠦᠰᠦᠲᠡᠨ  ᠤ ᠣᠯᠠᠨ ᠲᠦᠮᠡᠨ ᠳ᠋ᠤ ᠰᠡᠳᠬᠢᠯ ᠳᠦᠭᠦᠷᠡᠩ ᠬᠦᠷᠲᠡᠮᠵᠢ ᠶᠢᠨ ᠲᠥᠷᠥᠭᠳᠡᠯ ᠣᠯᠭᠣᠨ᠂ ᠲᠡᠳᠡᠨ ᠢ ᠲᠦᠪᠰᠢᠷᠡᠯ ᠪᠦᠯᠬᠦᠮᠳᠡᠯ ᠢᠶᠠᠨ ᠨᠡᠩ ᠡᠷᠬᠢᠮᠨᠡᠭᠦᠯᠬᠦ ᠪᠣᠯᠭᠠᠭᠰᠠᠨ ᠪᠠᠶᠢᠨ᠎ᠠ᠃ ᠧᠦ᠋ᠷᠣᠫᠠ ᠬᠥᠮᠦᠨ ᠦ ᠵᠢᠰᠦ ᠴᠢᠷᠠᠶ ᠲᠠᠶ᠂ ᠵᠡᠭᠦᠨ ᠬᠣᠶᠢᠲᠤ ᠭᠠᠵᠠᠷ ᠤᠨ ᠬᠢᠲᠠᠳ ᠬᠡᠯᠡ ᠪᠡᠷ ᠶᠠᠷᠢᠳᠠᠭ ᠰᠦᠨ ᠮᠧᠶ ᠪᠣᠯ ᠣᠷᠣᠰ ᠦᠨᠳᠦᠰᠦᠲᠡᠨ᠂ ᠲᠡᠷᠡ ᠡᠷᠭᠦᠨ᠎ᠡ ᠬᠣᠲᠠ ᠶᠢᠨ ᠡᠩᠬᠡ ᠣᠷᠣᠰ ᠦᠨᠳᠦᠰᠦᠲᠡᠨ ᠦ ᠰᠢᠶᠠᠩ ᠳ᠋ᠤ ᠠᠮᠢᠳᠤᠷᠠᠵᠤ ᠪᠠᠶᠢᠳᠠᠭ ᠃ 9 ᠵᠢᠯ ᠦᠨ ᠡᠮᠦᠨ᠎ᠡ ᠂ ᠤᠯᠤᠰ ᠤᠨ ᠠᠷᠠᠳ ᠢ ᠪᠠᠶᠠᠵᠢᠭᠤᠯᠬᠤ ᠠᠵᠢᠯᠯᠠᠭ᠎ᠠ ᠂ ᠬᠥᠮᠦᠨ ᠠᠮᠠ ᠪᠠᠷ ᠴᠥᠭᠡᠪᠲᠦᠷ ᠦᠨᠳᠦᠰᠦᠲᠡᠨ ᠢ ᠲᠡᠳᠬᠦᠬᠦ ᠲᠥᠷᠦ ᠶᠢᠨ ᠪᠣᠳᠣᠯᠭ᠎ᠠ ᠶᠢᠨ ᠳᠡᠮᠵᠢᠯᠭᠡ ᠲᠤᠤᠷ᠎ᠠ᠂ ᠲᠡᠷᠡ ᠲᠤᠬᠠᠶ ᠶᠢᠨ ᠭᠠᠵᠠᠷ ᠤᠨ ᠮᠠᠰᠢ ᠣᠯᠠᠨ ᠣᠷᠣᠰ ᠦᠨᠳᠦᠰᠦᠲᠡᠨ ᠲᠡᠶ ᠠᠳᠠᠯᠢ ᠪᠠᠷ ᠣᠷᠣᠰ ᠤᠨ ᠣᠨᠴᠠᠯᠢᠭ ᠲᠠᠶ ᠠᠷᠠᠳ ᠤᠨ ᠣᠷᠣᠨ ᠰᠠᠭᠤᠴᠠ ᠡᠷᠬᠢᠯᠡᠵᠦ ᠂ ᠡᠭᠦᠨ ᠡᠴᠡ ᠡᠬᠢᠯᠡᠨ ᠶᠠᠳᠠᠭᠤ ᠠᠴᠠ ᠪᠦᠷᠢᠮᠦᠰᠦᠨ ᠠᠩᠭᠢᠵᠢᠷᠠᠵᠠᠶ᠃ ᠲᠡᠷᠡ᠂ ᠠᠷᠠᠳ ᠤᠨ ᠣᠷᠣᠨ ᠰᠠᠭᠤᠴᠠ ᠶᠢ ᠡᠵᠡᠩᠨᠡᠬᠦ ᠦᠶᠡᠰ ᠵᠠᠰᠠᠭ ᠦᠨ ᠣᠷᠳᠣᠨ ᠠᠴᠠ ᠡᠬᠢᠯᠡᠭᠦᠯᠬᠦ ᠪᠡᠯᠡ ᠮᠥᠩᠭᠥ ᠥᠭᠴᠦ᠂ ᠬᠡᠤᠬᠡᠳ ᠰᠤᠷᠭᠠᠭᠤᠯᠢ ᠳ᠋ᠦ ᠣᠷᠣᠬᠤ ᠳ᠋ᠦ ᠰᠦᠢᠳᠭᠡᠯ ᠬᠤᠷᠢᠶᠠᠬᠤ ᠦᠭᠡᠢ᠂ ᠡᠪᠡᠳᠴᠢᠯᠡᠪᠡᠯ ᠡᠮ ᠡᠮᠨᠡᠯᠭᠡ ᠶᠢᠨ ᠵᠠᠷᠤᠳᠠᠯ ᠢ ᠨᠢ ᠭᠠᠷᠭᠠᠨ ᠥᠭᠴᠦ᠂ ᠨᠤᠷᠠᠬᠤ ᠠᠶᠤᠯᠲᠠᠶ ᠭᠡᠷ ᠪᠠᠶᠢᠰᠢᠩ ᠢ ᠥᠭᠡᠷᠡᠴᠢᠯᠡᠵᠦ ᠂ ᠰᠢᠨ᠎ᠡ ᠭᠡᠷ ᠪᠠᠶᠢᠰᠢᠩ ᠢ ᠪᠠᠢᠢᠭᠤᠯᠬᠤ ᠳ᠋ᠤ ᠴᠥᠮ ᠤᠯᠤᠰ ᠠᠴᠠ ᠨᠥᠬᠥᠪᠥᠷᠢ ᠥᠭ᠍ᠭᠦᠨ᠎ᠡ ᠁ ᠣᠳᠣ ᠪᠣᠯ ᠬᠦᠷᠲᠡᠮᠵᠢ ᠶᠢᠨ ᠲᠥᠷᠥᠭᠳᠡᠯ ᠪᠣᠯᠤᠨ ᠵᠣᠯ ᠵᠢᠷᠭᠠᠯᠲᠤ ᠲᠥᠷᠥᠭᠳᠡᠯ ᠬᠠᠮᠤᠭ ᠤᠨ ᠴᠢᠩᠭ᠋᠎ᠠ ᠴᠠᠭ ᠦᠶ᠎ᠡ ᠪᠣᠯᠤᠨ᠎ᠠ᠂ ᠬᠣᠶᠢᠰᠢᠳᠠ ᠶᠢᠨ ᠠᠮᠢᠳᠤᠷᠠᠯ ᠡᠶᠢᠮᠦ ᠡᠩᠬᠡ ᠲᠠᠶᠢᠪᠤᠩ ᠂ ᠪᠠᠶᠠᠨ ᠴᠢᠨᠡᠭᠡᠯᠢᠭ᠌ ᠪᠠᠶᠢᠬᠤ ᠶᠢ ᠬᠦᠰᠡᠵᠦ ᠪᠠᠶᠢᠨ᠎ᠠ ᠭᠡᠵᠦ ᠬᠡᠯᠡᠪᠡ ᠃

    ᠦᠨᠳᠦᠰᠦᠲᠡᠨ ᠦ ᠣᠷᠣᠨ ᠤ ᠥᠪᠡᠷᠲᠡᠭᠡᠨ ᠵᠠᠰᠠᠬᠤ ᠳᠦᠷᠢᠮ ᠢ ᠪᠠᠷᠢᠮᠲᠠᠯᠠᠨ ᠲᠡᠭᠦᠯᠳᠡᠷᠵᠢᠭᠦᠯᠬᠦ ᠨᠢ᠂ ᠥᠪᠥᠷ ᠮᠣᠩᠭᠣᠯ ᠤᠨ ᠬᠥᠭ᠍ᠵᠢᠯᠲᠡ ᠳ᠋ᠦ ᠪᠠᠲᠤᠯᠠᠭ᠎ᠠ ᠬᠠᠩᠭ᠋ᠠᠵᠠᠢ᠃ ᠥᠪᠥᠷ ᠮᠣᠩᠭᠣᠯ ᠣᠷᠣᠨ ᠨᠤᠲᠤᠭ ᠤᠨ ᠬᠠᠤᠯᠢ ᠲᠣᠭᠲᠠᠭᠠᠯᠲᠠ ᠪᠠᠷ ᠳᠠᠮᠵᠢᠭᠤᠯᠤᠨᠦᠨᠳᠦᠰᠦᠲᠡᠨ ᠦ ᠣᠷᠣᠨ ᠤ ᠥᠪᠡᠷᠲᠡᠭᠡᠨ ᠵᠠᠰᠠᠬᠤ ᠬᠠᠤᠯᠢᠳ᠋ᠦ ᠲᠣᠭᠲᠠᠭᠠᠭᠰᠠᠨ ᠣᠯᠠᠨ ᠵᠦᠢᠯ ᠦᠨ ᠥᠪᠡᠷᠲᠡᠭᠡᠨ ᠵᠠᠰᠠᠬᠤ ᠡᠷᠬᠡ ᠶᠢ ᠪᠣᠳᠠᠲᠠᠶ ᠳ᠋ᠦ ᠨᠠᠶᠢᠳᠠᠪᠤᠷᠢᠵᠢᠭᠤᠯᠪᠠ; ᠨᠢᠭᠡ ᠪᠦᠯᠦᠭ ᠢᠯᠡ ᠲᠣᠳᠣ ᠣᠷᠣᠨ ᠨᠤᠲᠤᠭ ᠤᠨ ᠴᠢᠨᠠᠷᠲᠠᠶ ᠬᠠᠤᠯᠢ ᠲᠣᠭᠲᠠᠭᠠᠯ ᠢ ᠲᠣᠭᠲᠠᠭᠠᠭᠰᠠᠨ ᠪᠠᠢᠢᠨ᠎ᠠ ᠂ ᠵᠢᠱᠢᠶᠡᠯᠡᠪᠡᠯᠮᠣᠩᠭᠣᠯ ᠦᠭᠡ ᠬᠡᠯᠡ ᠦᠰᠦᠭ ᠪᠢᠴᠢᠭ᠌ ᠦᠨ ᠠᠵᠢᠯ ᠤᠨ ᠳᠦᠷᠢᠮᠵᠡᠷᠭᠡ᠃ ᠮᠤᠷᠢᠨᠳᠠᠪᠠᠭ᠎ᠠ ᠳᠠᠭᠤᠷ ᠦᠨᠳᠦᠰᠦᠲᠡᠨ ᠤ᠋ ᠦᠪᠡᠷᠲᠡᠭᠡᠨ ᠵᠠᠰᠠᠬᠤ ᠬᠤᠰᠢᠭᠤ᠂ ᠣᠷᠴᠣᠨ ᠦᠨᠳᠦᠰᠦᠲᠡᠨ ᠤ᠋ ᠦᠪᠡᠷᠲᠡᠭᠡᠨ ᠵᠠᠰᠠᠬᠤ ᠬᠤᠰᠢᠭᠤ᠂ ᠡᠸᠡᠩᠬᠢ ᠦᠨᠳᠦᠰᠦᠲᠡᠨ ᠤ᠋ ᠦᠪᠡᠷᠲᠡᠭᠡᠨ ᠵᠠᠰᠠᠬᠤ ᠬᠤᠰᠢᠭᠤ ᠂ 3 ᠥᠪᠡᠷᠲᠡᠭᠡᠨ ᠵᠠᠰᠠᠬᠤ ᠳᠦᠷᠢᠮ ᠪᠠ 30 ᠭᠠᠷᠤᠶ ᠲᠤᠰᠬᠠᠶ ᠳᠦᠷᠢᠮ ᠳ᠋ᠦ ᠡᠨᠡ 3 ᠬᠥᠮᠦᠨ ᠠᠮᠠ ᠴᠥᠭᠡᠪᠲᠦᠷ ᠦᠨᠳᠦᠰᠦᠲᠡᠨ ᠦ ᠥᠪᠡᠷᠲᠡᠭᠡᠨ ᠵᠠᠰᠠᠬᠤ ᠡᠷᠬᠡ ᠪᠡᠨ ᠭᠦᠢᠴᠡᠳ ᠬᠡᠷᠡᠭᠵᠢᠭᠦᠯᠬᠦ ᠶᠢ ᠪᠦᠬᠦ ᠲᠠᠯ᠎ᠠ ᠪᠠᠷ ᠪᠠᠲᠤᠯᠠᠪᠠ; ᠴᠥᠭᠡᠨ ᠲᠣᠭᠠᠲᠤ ᠦᠨᠳᠦᠰᠦᠲᠡᠨ ᠦ ᠺᠠᠳ᠋ᠷ ᠪᠠ ᠡᠯ᠎ᠡ ᠲᠥᠷᠥᠯ ᠤᠨ ᠴᠢᠳᠠᠪᠤᠷᠢᠲᠠᠨ ᠨᠠᠷ ᠨᠠᠮ ᠪᠠ ᠵᠠᠰᠠᠭ ᠤᠨ ᠣᠷᠳᠣᠨ ᠤ ᠦᠨᠳᠦᠰᠦᠲᠡᠨ ᠨᠦᠭᠦᠳ ᠦᠨ ᠣᠯᠠᠨ ᠲᠦᠮᠡᠨ ᠲᠡᠶ ᠬᠠᠷᠢᠯᠴᠠᠬᠤ ᠴᠢᠬᠤᠯᠠ ᠬᠥᠭᠥᠷᠭᠡ ᠪᠠ ᠬᠣᠯᠪᠣᠭᠠᠰᠤ ᠪᠣᠯᠤᠭᠰᠠᠨ ᠪᠠᠶᠢᠨ᠎ᠠ ᠃

    ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ ᠡᠯ᠎ᠡ ᠦᠨᠳᠦᠰᠦᠲᠡᠨ ᠢ ᠠᠨᠠᠷ ᠤᠨ ᠦᠷ᠎ᠡ ᠮᠡᠲᠦ ᠨᠢᠬᠳᠠᠷᠠᠭᠤᠯᠪᠠ

    ᠥᠪᠥᠷ ᠮᠣᠩᠭᠣᠯ ᠤᠨ 1/8 ᠡᠴᠡ ᠳᠡᠭᠡᠭ᠍ᠰᠢᠬᠢ ᠭᠡᠷ ᠪᠦᠯᠢ ᠪᠣᠯ ᠣᠯᠠᠨ ᠦᠨᠳᠦᠰᠦᠲᠡᠨ ᠲᠡᠶ ᠬᠣᠯᠢᠮᠠᠭ ᠭᠡᠷ ᠪᠦᠯᠢ ᠪᠣᠯᠤᠨ᠎ᠠ᠂ᠦᠨᠳᠦᠰᠦᠲᠡᠨ ᠦ ᠪᠦᠯᠬᠦᠮᠳᠡᠯ ᠦᠨ ᠡᠷᠦᠬᠡᠭᠠᠵᠠᠷ ᠪᠣᠯᠭᠠᠨ ᠳ᠋ᠦ ᠬᠠᠷᠠᠭᠳᠠᠨ᠎ᠠ ᠃ ᠦᠨᠳᠦᠰᠦᠲᠡᠨ ᠦ ᠪᠦᠯᠬᠦᠮᠳᠡᠯ ᠦᠨ ᠶᠡᠬᠡ ᠬᠠᠶᠢᠷ᠎ᠠ ᠶᠢ ᠲᠥᠪᠯᠡᠷᠡᠭᠦᠯᠦᠭᠰᠡᠨ ᠨᠢᠭᠡ ᠪᠦᠯᠦᠭ ᠵᠢᠵᠢᠭ ᠭᠡᠷ ᠪᠦᠯᠢ ᠨᠢ ᠳᠤᠮᠳᠠᠳᠤ ᠶᠢᠨ ᠦᠨᠳᠦᠰᠦᠲᠡᠨ ᠦ ᠶᠡᠬᠡ ᠭᠡᠷ ᠪᠦᠯᠢ ᠶᠢ ᠠᠨᠠᠷ ᠤᠨ ᠦᠷ᠎ᠡ ᠮᠡᠲᠦ ᠨᠢᠬᠳᠠ ᠪᠦᠯᠬᠦᠮᠳᠡᠭᠦᠯᠵᠦ᠂ ᠰᠣᠷᠢᠨᠵᠢᠨ ᠴᠢᠯᠠᠭᠤ ᠮᠡᠲᠦ ᠨᠢᠭᠡ ᠲᠤᠤᠷ᠎ᠠ ᠪᠠᠲᠤ ᠪᠡᠬᠢ ᠰᠣᠷᠣᠭᠳᠠᠨ ᠨᠢᠬᠳᠠᠷᠠᠵᠠᠢ᠃

    ᠬᠠᠭᠤᠴᠢᠨ ᠪᠠᠷᠭᠤ ᠬᠣᠰᠢᠭᠤᠨ ᠤ ᠬᠣᠲᠣᠩ ᠦᠨᠳᠦᠰᠦᠲᠡᠨ ᠦ ᠠᠵᠤ ᠠᠬᠤᠢᠢᠯᠠᠯᠲᠠᠨ ᠰᠢᠶᠠ ᠮᠢᠨ ᠱᠠᠨ ᠤ ᠬᠢ ᠪᠣᠯ ᠬᠣᠲᠣᠩ ᠂ ᠬᠢᠲᠠᠳ ᠂ ᠮᠣᠩᠭᠣᠯ ᠂ ᠳᠠᠭᠤᠷ ᠂ ᠡᠸᠡᠩᠬᠢ᠂ ᠮᠠᠨᠵᠤ ᠵᠡᠷᠭᠡ 6 ᠦᠨᠳᠦᠰᠦᠲᠡᠨ ᠢᠶᠡᠷ ᠪᠦᠷᠢᠯᠳᠦᠭᠰᠡᠨ 45 ᠬᠥᠮᠦᠨ ᠦ ᠶᠡᠬᠡ ᠭᠡᠷ ᠪᠦᠯᠢ ᠪᠠᠶᠢᠳᠠᠭ᠃ ᠨᠠᠷᠢᠯᠢᠬ ᠰᠠᠶᠢᠬᠠᠨ ᠮᠦᠰᠯᠢᠮ ᠦᠨ ᠬᠠᠳᠬᠤᠮᠠᠯ ᠬᠤᠸᠠᠷ ᠲᠠᠶ ᠮᠠᠯᠠᠭᠠᠶ᠂ ᠬᠡᠭᠡᠨᠴᠢᠷ ᠰᠠᠶᠢᠬᠠᠨ ᠮᠣᠩᠭᠣᠯ ᠲᠡᠷᠯᠢᠭ᠌᠌᠂ ᠲᠥᠪ ᠶᠡᠬᠡᠮᠰᠦᠭ ᠡᠸᠡᠩᠬᠢ ᠳᠡᠪᠡᠯ᠂ ᠭᠣᠶᠣ ᠬᠠᠳᠬᠤᠮᠠᠯ ᠬᠤᠸᠠᠷ ᠲᠠᠶ ᠳᠠᠭᠤᠷ ᠬᠠᠨᠵᠢᠶᠠᠷ ᠁ ᠲᠡᠳᠡᠨ ᠦ ᠭᠡᠷ ᠪᠦᠯᠢ ᠶᠢᠨ ᠴᠤᠭᠯᠠᠭᠠᠨ ᠳᠡᠭᠡᠷ᠎ᠡ ᠂ ᠡᠯ᠎ᠡ ᠦᠨᠳᠦᠰᠦᠲᠡᠨ ᠦ ᠬᠤᠪᠴᠠᠰᠤ ᠵᠠᠰᠠᠯ ᠨᠢ ᠥᠩᠭᠡ ᠢᠯᠭᠠᠷᠠᠨ᠂ ᠡᠯ᠎ᠡ ᠦᠨᠳᠦᠰᠦᠲᠡᠨ ᠦ ᠦᠭᠡ ᠬᠡᠯᠡ ᠨᠢᠭᠡ ᠭᠡᠷ ᠲᠤ ᠰᠣᠨᠣᠰᠤᠭᠳᠠᠨ᠂ ᠪᠦᠭᠦᠳᠡᠭᠡᠷ ᠢᠶᠡᠨ ᠡᠶ᠎ᠡ ᠨᠠᠢᠢᠷ ᠲᠠᠢ ᠰᠠᠢᠢᠬᠠᠨ ᠬᠠᠷᠢᠴᠠᠳᠠᠭ᠃

    ᠰᠢᠶᠠ ᠣᠪᠣᠭᠲᠤ ᠶᠢᠨ ᠭᠡᠷ ᠪᠦᠯᠢ ᠶᠢᠨ ᠪᠦᠷᠢᠯᠳᠦᠬᠦᠨ ᠨᠢᠭᠡᠪᠦᠷᠢ ᠶᠢᠨ ᠰᠡᠳᠬᠢᠯ ᠳ᠋ᠤ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠨᠢ ᠬᠡᠢ ᠬᠣᠭᠣᠰᠣᠨ ᠤᠷᠢᠶ᠎ᠠ ᠯᠣᠽᠦ᠋ᠩ᠂ ᠲᠣᠮᠣ ᠶᠠᠷᠢᠶᠠᠨ ᠤ ᠰᠡᠳᠦᠪ ᠪᠠ ᠡᠯᠭᠦᠭᠡ ᠲᠠᠢ ᠱᠠᠩᠨᠠᠯ ᠪᠢᠰᠢ ᠂ ᠬᠠᠷᠢᠨ ᠦᠭᠡ ᠶᠠᠷᠢᠶ᠎ᠠ ᠦᠢᠯᠡ ᠠᠵᠢᠯᠯᠠᠭ᠎ᠠ ᠪᠣᠯᠭᠠᠨ ᠳ᠋ᠦ ᠦᠨᠳᠦᠰᠦᠯᠡᠭᠰᠡᠨ ᠵᠢᠵᠢᠭ᠌ ᠰᠠᠵᠢᠭ ᠵᠦᠢᠯᠡᠰ ᠪᠣᠯᠤᠨ᠎ᠠ ᠃ ᠰᠢᠶᠠ ᠮᠢᠨ ᠱᠠᠨ ᠤ ᠠᠬ᠎ᠠ ᠨᠢ ᠨᠢᠭᠡ ᠨᠠᠰᠤ ᠪᠠᠷ ᠢᠶᠠᠨ ᠮᠣᠩᠭᠣᠯ ᠭᠡᠷ ᠪᠣᠯᠤᠨ ᠮᠠᠯ ᠠᠵᠤ ᠠᠬᠤᠶ ᠬᠢᠵᠦ ᠂ ᠲᠤᠬᠠᠶ ᠶᠢᠨ ᠭᠠᠵᠠᠷ ᠤᠨ ᠮᠣᠩᠭᠣᠯ ᠦᠨᠳᠦᠰᠦᠲᠡᠨ ᠪᠣᠯᠤᠨ ᠮᠠᠯᠴᠢᠳ ᠤᠨ ᠬᠠᠮᠤᠭ ᠠᠴᠠ ᠢᠲᠡᠭᠡᠳᠡᠭ ᠲᠡᠮᠦᠷ ᠦᠨ ᠳᠠᠷᠬᠠᠨ ᠪᠣᠯᠵᠠᠶ ᠃ ᠥᠬᠢᠨ ᠲᠡᠭᠦᠦ ᠨᠢ ᠨᠢᠭᠡᠨ ᠦᠬᠡᠷ ᠦᠨ ᠪᠣᠷᠴᠠ ᠶᠢᠨ ᠳᠡᠯᠭᠡᠭᠦᠷ ᠡᠵᠡᠩᠨᠡᠵᠦ ᠪᠠᠶᠢᠨ᠎ᠠ ᠃ ᠰᠢᠶᠠ ᠮᠢᠨ ᠱᠠᠨ ᠤ ᠢᠳᠡᠭᠡᠨ ᠦ ᠦᠢᠯᠡᠳᠪᠦᠷᠢ ᠭᠠᠯ ᠭᠠᠷᠤᠭᠰᠠᠨ ᠤ ᠳᠠᠷᠠᠭ᠎ᠠ᠂ ᠠᠳᠠᠯᠢ ᠪᠤᠰᠤ ᠦᠨᠳᠦᠰᠦᠲᠡᠨ ᠦ ᠠᠬ᠎ᠠ ᠲᠡᠭᠦᠦ ᠨᠡᠷ ᠳᠡᠮᠵᠢᠯᠭᠡ ᠦᠵᠡᠭᠦᠯᠵᠦ᠂ ᠣᠷᠣᠰ ᠦᠨᠳᠦᠰᠦᠲᠡᠨ ᠦ ᠨᠠᠶᠢᠵᠠ ᠨᠠᠷ ᠨᠢ ᠲᠡᠭᠦᠨ ᠳ᠋ᠦ ᠯᠸᠢᠪᠠ ᠲᠠᠯᠬ᠎ᠠ ᠬᠢᠬᠦ ᠤᠷ᠎ᠠ ᠮᠡᠷᠭᠡᠵᠢᠯ ᠢ ᠲᠠᠨᠢᠯᠴᠠᠭᠤᠯᠵᠤ ᠂ ᠲᠡᠭᠦᠨ ᠢ ᠬᠠᠪᠰᠤᠷᠤᠨ ᠦᠶᠯᠡᠳᠪᠦᠷᠢᠯᠡᠯ ᠢ ᠨᠢ ᠲᠦᠷᠭᠡᠨ ᠰᠡᠷᠭᠦᠭᠡᠪᠡ ᠁

    ᠥᠪᠥᠷ ᠮᠣᠩᠭᠣᠯ ᠬᠠᠷᠢᠯᠴᠠᠨ ᠰᠢᠭᠢᠳᠬᠡᠯᠴᠡᠬᠦ ᠮᠠᠶ᠊ᠢᠭ ᠤᠨ ᠨᠡᠢᠢᠭᠡᠮ ᠦᠨ ᠪᠦᠲᠦᠴᠡ ᠪᠣᠯᠤᠨ ᠨᠡᠢᠢᠭᠡᠮ ᠦᠨ ᠣᠷᠴᠢᠨ ᠲᠣᠭᠣᠷᠢᠨ ᠢ ᠢᠳᠡᠪᠬᠢᠲᠡᠢ ᠪᠠᠢᠢᠭᠤᠯᠵᠤ᠂ ᠬᠠᠮᠲᠤ ᠪᠠᠷ ᠠᠮᠢᠳᠤᠷᠠᠬᠤ᠂ ᠬᠠᠮᠲᠤ ᠪᠠᠷ ᠰᠤᠷᠤᠯᠴᠠᠬᠤ᠂ ᠬᠠᠮᠲᠤ ᠪᠠᠷ ᠪᠠᠶᠠᠰᠬᠤ ᠨᠡᠢᠢᠭᠡᠮ ᠦᠨ ᠨᠥᠬᠥᠴᠡᠯ ᠢ ᠡᠭᠦᠳᠴᠦ᠂ ᠦᠨᠳᠦᠰᠦᠲᠡᠨ ᠨᠦᠭᠦᠳ ᠦᠨ ᠣᠯᠠᠨ ᠲᠦᠮᠡᠨ  ᠦᠨᠡᠨ ᠰᠡᠳᠬᠢᠯ ᠡᠴᠡ ᠪᠡᠨ ᠨᠦᠬᠦᠷᠯᠡᠨ ᠬᠥᠷᠰᠢ ᠰᠠᠭᠠᠬᠠᠯᠲᠠ ᠪᠣᠯᠵᠤ᠂ ᠣᠷᠣᠭ ᠪᠠᠷᠢᠯᠳᠤᠨ ᠠᠢᠢᠯ ᠭᠡᠷ ᠪᠣᠯᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠠᠨᠠᠷ ᠤᠨ ᠦᠷ᠎ᠡ ᠰᠢᠭ᠌ ᠨᠢᠬᠳᠠᠷᠠᠨ ᠪᠦᠯᠬᠦᠮᠳᠡᠵᠦ ᠪᠠᠢᠢᠨ᠎ᠠᠭᠡᠵᠦ ᠴᠢ ᠵᠢᠨ ᠢᠥᠢ ᠬᠡᠯᠡᠪᠡ ᠃

     ᠥᠪᠥᠷ ᠮᠣᠩᠭᠣᠯ ᠳ᠋ᠦ ᠦᠨᠳᠦᠰᠦᠲᠡᠨ ᠨᠦᠭᠦᠳ ᠦᠨ ᠬᠣᠭᠣᠷᠣᠨᠳᠣᠬᠢ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠨᠢ ᠥᠨᠢ ᠤᠳᠠᠭᠠᠨ ᠤᠯᠠᠮᠵᠢᠯᠠᠯ ᠲᠠᠶ ᠶᠤᠮ᠃ ᠰᠠᠨᠰᠠᠷ ᠤᠨ ᠠᠶᠠᠯᠠᠯ ᠤᠨ ᠦᠢᠯᠡᠰ ᠢ ᠬᠥᠭ᠍ᠵᠢᠭᠦᠯᠬᠦ ᠶᠢᠨ ᠲᠥᠯᠥᠭᠡ ᠡᠵᠡᠨ᠎ᠡ ᠬᠣᠰᠢᠭᠤᠨ ᠤ ᠮᠣᠩᠭᠣᠯ ᠮᠠᠯᠴᠢᠳ ᠭᠡᠷ ᠣᠷᠣᠨ ᠢᠶᠠᠨ ᠭᠤᠷᠪᠠᠨᠲᠠ ᠨᠡᠭᠦᠯᠭᠡᠭ᠍ᠰᠡᠨ᠂ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠳ᠋ᠤ ᠪᠦᠬᠦ ᠤᠯᠤᠰ ᠲᠤ ᠥᠯᠥᠰᠬᠥᠯᠡᠩ ᠦᠨ ᠭᠠᠮᠰᠢᠭ ᠪᠣᠯᠣᠭᠰᠠᠨ ᠦᠶ᠎ᠡ ᠳ᠋ᠤ ᠮᠣᠩᠭᠣᠯ ᠮᠠᠯᠴᠢᠳ ᠪᠦᠬᠦ ᠤᠯᠤᠰ  ᠤᠨ ᠡᠯ᠎ᠡ ᠭᠠᠵᠠᠷ ᠠᠴᠠ ᠢᠷᠡᠭᠰᠡᠨ 3000 ᠭᠠᠷᠤᠶ ᠥᠨᠥᠴᠢᠨ ᠬᠡᠤᠬᠡᠳ ᠢ ᠬᠦᠯᠢᠶᠡᠨ ᠠᠪᠤᠭᠰᠠᠨ᠂ ᠤᠯᠠᠭᠠᠨᠬᠣᠲᠠ ᠶᠢᠨ ᠰᠠᠨ ᠾᠧ ᠲᠣᠰᠬᠣᠨ ᠳ᠋ᠦ ᠰᠣᠯᠣᠩᠭ᠋ᠤᠰ ᠦᠨᠳᠦᠰᠦᠲᠡᠨ ᠤᠰᠤᠨ ᠲᠤᠲᠤᠷᠭ᠎ᠠ ᠲᠠᠷᠢᠬᠤ ᠮᠡᠷᠭᠡᠵᠢᠯ ᠢᠶᠡᠨ ᠮᠣᠩᠭᠣᠯ ᠦᠨᠳᠦᠰᠦᠲᠡᠨ ᠳ᠋ᠦ ᠵᠢᠭᠠᠨ ᠥᠭᠴᠦ᠂ ᠮᠣᠩᠭᠣᠯ ᠦᠨᠳᠦᠰᠦᠲᠡᠨ ᠮᠠᠯ ᠲᠡᠵᠢᠭᠡᠬᠦ ᠲᠤᠷᠰᠢᠯᠭ᠎ᠠ ᠪᠠᠨ ᠰᠣᠯᠣᠩᠭ᠋ᠣᠰ ᠦᠨᠳᠦᠰᠦᠲᠡᠨ ᠳ᠋ᠦ ᠵᠢᠭᠠᠨ ᠥᠭᠴᠦ ᠬᠠᠮᠲᠤ ᠪᠠᠷ ᠪᠠᠶᠠᠵᠢᠪᠠ ᠁

    70ᠭᠠᠷᠤᠶ ᠵᠢᠯ ᠦᠨ ᠲᠤᠷᠰᠢ ᠂ ᠪᠦᠯᠬᠦᠮᠳᠡᠨ ᠬᠠᠪᠰᠤᠷᠤᠯᠴᠠᠭᠰᠠᠨ ᠦᠯᠢᠬᠡᠷ ᠨᠢ ᠥᠪᠥᠷ ᠮᠣᠩᠭᠣᠯ ᠳ᠋ᠤ ᠦᠶ᠎ᠡ ᠦᠶ᠎ᠡ ᠳᠠᠮᠵᠢᠭᠳᠠᠨ ᠤᠯᠠᠮᠵᠢᠯᠠᠭᠳᠠᠵᠤ᠂ ᠲᠠᠯ᠎ᠠ ᠨᠤᠲᠤᠭ ᠤᠨ ᠬᠥᠪᠡᠭᠦᠳ ᠥᠬᠢᠳ ᠦᠨ ᠳᠤᠮᠳᠠᠳᠤ ᠶᠢᠨ ᠦᠨᠳᠦᠰᠦᠲᠡᠨ ᠦ ᠠᠭᠤᠤ ᠶᠡᠬᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠮᠦᠷᠦᠬᠡᠳᠤᠯ ᠢ ᠲᠡᠷᠭᠡᠯᠰᠢᠭᠦᠯᠬᠦ ᠶᠢ ᠵᠣᠷᠢᠭᠵᠢᠭᠤᠯᠤᠭᠰᠠᠭᠠᠷ ᠢᠷᠡᠭᠰᠡᠨ ᠪᠠᠢᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ
ᠲᠦᠭᠡᠭᠡᠬᠦ :

ᠨᠡᠶᠢᠬᠡᠮ ᠠᠬᠤᠢ

ᠰᠣᠶᠤᠯ ᠤᠷᠠᠯᠢᠭ

  • ᠤᠯᠠᠭᠠᠨᠮᠦ᠋ᠴᠢᠷ ᠤᠨ ᠨᠠᠭᠠᠳᠤᠮ ᠤᠨ ᠦᠶ᠎ᠡ ᠪᠡᠷ ᠬᠢ ᠲᠤᠷᠭᠠᠨ ᠭ᠍ᠱᠠᠨ
  • 《ᠰᠤᠶᠤᠯ ᠪᠤᠯᠤᠨ ᠪᠠᠶᠢᠭᠠᠯᠢ ᠶᠢᠨ ᠦᠪ ᠤᠨ ᠡᠳᠤᠷ》 ᠤ᠋ᠨ ᠦᠨᠳᠤᠰᠦᠳᠡᠨ ᠤ ᠤᠨᠴᠠᠯᠢᠭ
  • ᠠᠷᠪᠠᠨ ᠵᠢᠷᠭᠤᠳᠤᠭᠠᠷ ᠬᠤᠭᠤᠴᠠᠭᠠᠨ ᠤ ᠸᠸᠨ ᠬᠤᠸᠠ ᠱᠠᠩᠨᠠᠯ ᠤᠨ ᠡᠵᠡᠳ ᠲᠤᠳᠤᠷᠠᠯ᠎ᠠ
  • ᠮᠤᠩᠭᠤᠯᠴᠤᠳ ᠬᠢᠭᠡᠳ ᠮᠤᠷᠢ ᠵᠢ ᠠᠮᠢᠳᠤᠯᠢᠬ ᠬᠠᠷᠠᠭᠤᠯᠤᠬᠰᠠᠨ《ᠪᠤᠭᠤᠷᠤᠯ ᠲᠡᠦᠬᠡ ᠶᠢᠨ ᠬᠦᠯᠦᠭ ᠤᠨ ᠮᠠᠬᠲᠠᠭᠠᠯ》
關閉
010070230030000000000000011120701125028008