蒙古文網站Logo
ᠰᠢᠨᠬᠤᠸᠠ ᠮᠤᠩᠭ᠋ᠤᠯ ᠨᠧᠲ

ᠡᠨᠡ ᠤᠨ ᠳ᠋ᠤ ᠠᠮᠤ ᠲᠠᠷᠢᠶ᠎ᠠ ᠡᠯᠪᠡᠭ ᠬᠤᠷᠢᠶᠠᠯᠲᠠ ᠤᠯᠤᠨ᠎ᠠ

2019-09-23 11:04

    ᠰᠤᠷᠪᠤᠯᠵᠢᠯᠠᠭᠴᠢ ᠬᠦᠲᠡᠭᠡ ᠠᠵᠤ ᠠᠬᠤᠢ ᠬᠦᠲᠡᠭᠡ ᠲᠤᠰᠬᠤᠨ ᠤ ᠶᠠᠮᠤᠨ ᠡᠴᠡ ᠤᠢᠯᠠᠭᠠᠭᠰᠠᠨ ᠶᠢᠡᠷ᠂ ᠤᠲᠤᠬᠠᠨ ᠳ᠋ᠤ ᠪᠦᠬᠦ ᠤᠯᠤᠰ ᠤᠨ ᠨᠠᠮᠤᠷ ᠤᠨ ᠠᠮᠤ ᠲᠠᠷᠢᠶ᠎᠎ᠠ ᠶᠢ ᠡᠬᠢᠯᠡᠨ ᠬᠤᠷᠢᠶᠠᠵᠤ᠂ ᠡᠨᠡ ᠤᠨ ᠤ ᠨᠠᠮᠤᠷ ᠤᠨ ᠬᠤᠷᠢᠶᠠᠯᠲᠠ ᠶᠡᠷᠦᠩᠬᠡᠢ ᠳ᠋ᠡᠭᠡᠨ ᠨᠡᠯᠢᠶᠡᠳ ᠰᠠᠢᠨ᠂ ᠵᠠᠷᠢᠮ ᠭᠠᠵᠠᠷ ᠲᠤ ᠭᠠᠩ ᠬᠠᠭᠰᠠᠷᠠᠭᠠᠨ ᠦᠶᠡᠷ ᠤᠰᠤᠲᠤᠯ ᠪᠤᠯᠤᠭᠰᠠᠨ ᠢ ᠭᠠᠷᠭᠠᠪᠠᠯ ᠶᠡᠬᠡᠩᠬᠢ ᠭᠠᠵᠠᠷ ᠤᠨ ᠲᠠᠷᠢᠮᠠᠯ ᠤᠨ ᠤᠷᠭᠤᠯᠲᠠ ᠰᠠᠢᠨ᠂ ᠬᠤᠷᠢᠶᠠᠯᠲᠠ ᠨᠡᠮᠡᠭᠲᠡᠬᠦ ᠬᠠᠨᠲᠤᠰᠢ ᠲᠠᠢ᠃ ᠤᠢᠷ᠎ᠡ ᠶᠢᠨ ᠬᠤᠭᠤᠴᠠᠭᠠᠨ ᠳ᠋ᠤ ᠬᠦᠢᠲᠡᠨ ᠰᠢᠭᠦᠲᠡᠷᠢ᠂ ᠲᠠᠯᠠᠢ ᠶᠢᠨ ᠬᠤᠢ ᠰᠠᠯᠬᠢ ᠵᠡᠷᠭᠡ ᠪᠠᠢᠭᠠᠯᠢ ᠶᠢᠨ ᠭᠠᠮᠰᠢᠭ ᠭᠠᠷᠬᠤ ᠦᠭᠡᠢ ᠪᠡᠢᠲᠡᠯ ᠳ᠋ᠤ ᠪᠠᠰᠠ ᠴᠤ ᠡᠯᠪᠡᠭ ᠬᠤᠷᠢᠶᠠᠯᠲᠠ ᠲᠠᠢ ᠵᠢᠯ ᠪᠤᠯᠤᠨ᠎ᠠ ᠭᠡᠵᠡᠢ᠃

    ᠡᠨᠡ ᠤᠨ ᠤ ᠡᠯᠪᠡᠭ ᠬᠤᠷᠢᠶᠠᠯᠲᠠ ᠨᠢ ᠪᠤᠲᠠᠰ ᠤᠨ ᠦᠨ᠎ᠡ ᠶᠢᠨ ᠲᠤᠭᠲᠠᠭᠤᠨ᠂ ᠢᠷᠭᠡᠳ ᠤᠨ ᠠᠮᠢᠵᠢᠷᠠᠭᠠᠨ ᠢ ᠪᠠᠲᠤᠯᠠᠬᠤ᠂ ᠢᠲᠡᠭᠡᠯ ᠢ ᠨᠡᠮᠡᠭᠲᠡᠬᠦᠯᠬᠦ ᠳ᠋ᠤ ᠠᠰᠢᠭᠲᠠᠢ᠃ ᠬᠦᠲᠡᠭᠡ ᠠᠵᠤ ᠠᠬᠤᠢ ᠬᠦᠲᠡᠭᠡ ᠲᠤᠰᠬᠤᠨ ᠤ ᠶᠠᠮᠤᠨ ᠲᠠᠷᠠᠭᠠᠴᠢ ᠪᠡᠷ ᠲᠦᠪ ᠤᠨ ᠱᠠᠭᠠᠷᠲᠠᠯᠭ᠎ᠠ ᠪᠡᠷ ᠨᠠᠮᠤᠷ ᠤᠨ ᠬᠤᠷᠢᠶᠠᠯᠲᠠ ᠶᠢᠨ ᠠᠵᠢᠯ ᠢ ᠴᠢᠩᠭ᠎ᠠ ᠠᠳᠬᠤᠵᠤ ᠭᠠᠮᠰᠢᠭ ᠡᠴᠡ ᠰᠡᠷᠭᠡᠢᠯᠡᠬᠦ ᠠᠷᠭ᠎ᠠ ᠬᠡᠮᠵᠢᠶ᠎ᠠ ᠶᠢ ᠲᠤᠭᠤᠰᠢᠯᠠᠭᠤᠯᠤᠨ ᠨᠠᠢᠲᠠᠪᠤᠷᠢᠵᠢᠭᠤᠯᠬᠤ ᠪᠤᠯᠤᠨ᠎ᠠ᠃

ᠢᠷᠡᠯᠳᠡ᠄ ᠲᠠᠷᠢᠶᠠᠴᠢᠳ ᠤᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ
ᠲᠦᠭᠡᠭᠡᠬᠦ :

ᠰᠣᠶᠤᠯ ᠤᠷᠠᠯᠢᠭ

  • ᠤᠯᠠᠭᠠᠨᠮᠦ᠋ᠴᠢᠷ ᠤᠨ ᠨᠠᠭᠠᠳᠤᠮ ᠤᠨ ᠦᠶ᠎ᠡ ᠪᠡᠷ ᠬᠢ ᠲᠤᠷᠭᠠᠨ ᠭ᠍ᠱᠠᠨ
  • 《ᠰᠤᠶᠤᠯ ᠪᠤᠯᠤᠨ ᠪᠠᠶᠢᠭᠠᠯᠢ ᠶᠢᠨ ᠦᠪ ᠤᠨ ᠡᠳᠤᠷ》 ᠤ᠋ᠨ ᠦᠨᠳᠤᠰᠦᠳᠡᠨ ᠤ ᠤᠨᠴᠠᠯᠢᠭ
  • ᠠᠷᠪᠠᠨ ᠵᠢᠷᠭᠤᠳᠤᠭᠠᠷ ᠬᠤᠭᠤᠴᠠᠭᠠᠨ ᠤ ᠸᠸᠨ ᠬᠤᠸᠠ ᠱᠠᠩᠨᠠᠯ ᠤᠨ ᠡᠵᠡᠳ ᠲᠤᠳᠤᠷᠠᠯ᠎ᠠ
  • ᠮᠤᠩᠭᠤᠯᠴᠤᠳ ᠬᠢᠭᠡᠳ ᠮᠤᠷᠢ ᠵᠢ ᠠᠮᠢᠳᠤᠯᠢᠬ ᠬᠠᠷᠠᠭᠤᠯᠤᠬᠰᠠᠨ《ᠪᠤᠭᠤᠷᠤᠯ ᠲᠡᠦᠬᠡ ᠶᠢᠨ ᠬᠦᠯᠦᠭ ᠤᠨ ᠮᠠᠬᠲᠠᠭᠠᠯ》
關閉
010070230030000000000000011120701125027804