蒙古文網站Logo
ᠰᠢᠨᠬᠤᠸᠠ ᠮᠤᠩᠭ᠋ᠤᠯ ᠨᠧᠲ

ᠠᠷᠪᠠᠨ ᠵᠢᠷᠭᠤᠳᠤᠭᠠᠷ ᠬᠤᠭᠤᠴᠠᠭᠠᠨ ᠤ ᠸᠸᠨ ᠬᠤᠸᠠ ᠱᠠᠩᠨᠠᠯ ᠤᠨ ᠡᠵᠡᠳ ᠲᠤᠳᠤᠷᠠᠯ᠎ᠠ

2019-06-03 17:08

    6 ᠰᠠᠷ᠎ᠠ ᠶᠢᠨ 2 ᠤᠨ ᠡᠳᠦᠷ ᠠᠷᠪᠠᠨ ᠬᠤᠶᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠤᠷᠠᠯᠢᠬ ᠤᠨ ᠨᠠᠶᠢᠷ ᠱᠠᠩᠬᠠᠢ ᠳᠤ ᠬᠠᠭᠠᠯᠲᠠ ᠪᠠᠨ ᠬᠢᠵᠦ᠂ ᠠᠷᠪᠠᠨ ᠵᠢᠷᠭᠤᠳᠤᠭᠠᠷ ᠬᠤᠭᠤᠴᠠᠭᠠᠨ ᠤ ᠸᠸᠨ ᠬᠤᠸᠠ ᠱᠠᠩᠨᠠᠯ ᠤᠨ ᠡᠵᠡᠳ ᠢ ᠲᠤᠳᠤᠷᠠᠭᠤᠯᠵᠠᠢ᠃ ᠦᠨᠡᠯᠡᠭᠡᠨ ᠤ ᠳ᠋ᠦᠩ ᠳᠤ᠂ ᠶᠠᠷᠢᠶᠠᠲᠤ ᠵᠦᠴᠦᠭᠡ 《ᠭᠦ᠋ ᠸᠸᠨ ᠴᠠᠩ》᠂《ᠯᠢᠤ ᠴᠢᠩ》᠂ ᠱᠠᠨᠰᠢ ᠵᠦᠴᠦᠭᠡ 《ᠸᠠᠩ ᠭᠦᠢ ᠬᠢᠭᠡᠳ ᠯᠢ ᠰᠢᠶᠠᠩ ᠰᠢᠶᠠᠩ》᠂ ᠾᠸᠨᠠᠨ ᠵᠦᠴᠦᠭᠡ 《ᠴᠦᠩ ᠳ᠋ᠦ᠋ ᠭᠧᠤ》᠂ ᠰᠦᠵᠸᠦ ᠵᠦᠴᠦᠭᠡ 《ᠭᠦᠸᠸ ᠳ᠋ᠢᠩ ᠾᠦ᠋ᠨ》᠂ ᠾᠸᠪᠸᠢ ᠶᠢᠨ ᠮᠤᠳᠤᠨ ᠲᠤᠬᠰᠢᠭᠤᠷᠲᠤ ᠵᠦᠴᠦᠭᠡ 《ᠯᠢ ᠪᠤᠤ ᠭᠦᠸᠸ》᠂ ᠦᠨᠳᠦᠰᠦᠲᠡᠨ ᠤ ᠳᠠᠭᠤᠯᠠᠯᠲᠤ ᠵᠦᠴᠦᠭᠡ 《ᠮᠠ ᠰᠢᠶᠠᠩ ᠶᠠᠩ ᠤᠨ ᠬᠦᠳᠡᠭᠡ ᠪᠠᠭᠤᠬᠰᠠᠨ ᠳᠡᠮᠳᠡᠭᠯᠡᠯ》᠂ ᠪᠦᠵᠢᠭᠲᠤ ᠵᠦᠴᠦᠭᠡ《ᠡᠭᠦᠷᠢᠲᠡ ᠪᠠᠯᠠᠷᠠᠰᠢ ᠦᠭᠡᠢ ᠴᠠᠬᠢᠯᠭᠠᠨ ᠳᠤᠯᠭᠢᠶᠠᠨ》᠂《ᠲᠡᠭᠷᠢ ᠶᠢᠨ ᠵᠠᠮ》᠂《ᠲᠠᠯ᠎ᠠ ᠨᠤᠲᠤᠬ ᠤᠨ ᠪᠢᠴᠢᠬᠠᠨ ᠪᠠᠭᠠᠲᠤᠷ ᠡᠭᠡᠴᠢ ᠦᠬᠢᠨ ᠳᠡᠭᠦᠦ》ᠵᠡᠷᠭᠡ 10 ᠪᠦᠲᠦᠭᠡᠯ ᠠᠷᠪᠠᠨ ᠵᠢᠷᠭᠤᠳᠤᠭᠠᠷ ᠬᠤᠭᠤᠴᠠᠭᠠᠨ ᠤ ᠸᠸᠨ ᠬᠤᠸᠠ ᠱᠠᠩᠨᠠᠯ ᠢᠶᠡᠷ ᠮᠢᠯᠢᠶᠠᠯᠭᠠᠵᠦ᠂ ᠸᠠᠨ ᠰᠢᠶᠤᠤ ᠾᠦᠢ᠂ ᠸᠠᠩ ᠫᠢᠩ᠂ ᠶᠸᠦ ᠴᠠᠩ ᠫᠢᠩ᠂ ᠴᠸᠨ ᠰᠦ ᠴᠢᠨ᠂ ᠵᠸᠦ ᠬᠤᠩ᠂ ᠯᠢᠶᠠᠩ ᠸᠸᠢ ᠫᠢᠩ᠂ ᠽᠸᠩ ᠰᠢᠶᠤᠤ ᠮᠢᠨ᠂ ᠯᠢᠦ ᠳ᠋ᠠᠨ ᠯᠢ᠂ ᠼᠤᠤ ᠱᠦ ᠼᠢ᠂ ᠯᠸᠢ ᠵᠢᠶᠠ ᠵᠡᠷᠭᠡ 10 ᠤᠷᠠᠯᠢᠬ ᠤᠨ ᠠᠵᠢᠯᠲᠠᠨ ᠠᠷᠪᠠᠨ ᠵᠢᠷᠭᠤᠳᠤᠭᠠᠷ ᠬᠤᠭᠤᠴᠠᠭᠠᠨ ᠤ ᠸᠸᠨ ᠬᠤᠸᠠ ᠲᠤᠬᠯᠠᠯᠲᠠ ᠶᠢᠨ ᠱᠠᠩᠨᠠᠯ ᠲᠤᠰᠴᠠᠢ᠃ (ᠭᠡᠷᠡᠯ ᠵᠢᠷᠤᠬ ᠢ ᠰᠢᠨᠬᠤᠸᠠ ᠬᠤᠷᠢᠶᠠᠨ ᠤ ᠰᠤᠷᠪᠤᠯᠵᠢᠯᠠᠬᠴᠢ ᠷᠸᠨ ᠯᠦᠩ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠰᠠᠷᠠᠨᠲᠤᠶᠠᠭ᠎ᠠ
ᠲᠦᠭᠡᠭᠡᠬᠦ :

ᠰᠣᠶᠤᠯ ᠤᠷᠠᠯᠢᠭ

  • ᠠᠷᠪᠠᠨ ᠵᠢᠷᠭᠤᠳᠤᠭᠠᠷ ᠬᠤᠭᠤᠴᠠᠭᠠᠨ ᠤ ᠸᠸᠨ ᠬᠤᠸᠠ ᠱᠠᠩᠨᠠᠯ ᠤᠨ ᠡᠵᠡᠳ ᠲᠤᠳᠤᠷᠠᠯ᠎ᠠ
  • ᠮᠤᠩᠭᠤᠯᠴᠤᠳ ᠬᠢᠭᠡᠳ ᠮᠤᠷᠢ ᠵᠢ ᠠᠮᠢᠳᠤᠯᠢᠬ ᠬᠠᠷᠠᠭᠤᠯᠤᠬᠰᠠᠨ《ᠪᠤᠭᠤᠷᠤᠯ ᠲᠡᠦᠬᠡ ᠶᠢᠨ ᠬᠦᠯᠦᠭ ᠤᠨ ᠮᠠᠬᠲᠠᠭᠠᠯ》
  • ᠦᠪᠦᠷ ᠮᠤᠩᠭᠤᠯ ᠤᠨ ᠪᠠᠭᠠᠷᠢᠨ ᠪᠠᠷᠠᠭᠤᠨ ᠬᠤᠰᠢᠭᠤᠨ ‍ᠤ ᠴᠠᠭᠠᠨᠮᠦ᠋ᠷᠡᠨ ᠰᠤᠮᠤ ᠶᠢᠨ ᠲᠠᠪᠤᠨᠬᠤᠸᠠ ᠭᠠᠴᠠᠭ᠎ᠠ ᠮᠠᠯ ᠰᠢᠨᠡᠯᠡᠬᠡ ᠶ᠋ᠢᠨ ᠨᠠᠶᠢᠷ ᠬᠢᠪᠡ
  • ᠡᠷᠳᠡᠨᠢᠴᠢᠮᠡᠭ᠌᠄ ᠢᠰᠡᠬᠡᠢ ᠤᠷᠠᠯᠠᠯ ᠤᠨ ᠦᠪᠯᠡᠭᠴᠢ ᠪᠠ ᠰᠢᠨ᠎ᠡ ᠶᠢ ᠡᠬᠦᠳᠦᠭᠴᠢ
關閉
010070230030000000000000011120701124577922